新概念民歌歌词
新概念民歌- 词曲 -乌日根 -演唱 -代沁
ᠰᠢᠨ ᠡ ᠬᠡᠮᠨᠡᠯ ᠦᠨ ᠠᠷᠠᠳ ᠤᠨ ᠳᠠᠭᠣᠣ
ᠳᠠᠭᠣᠴᠢᠨ ᠄ ᠳᠠᠶᠢᠴᠢᠨ
ᠪᠠᠷᠠᠭᠣᠨ ᠬᠣᠶᠢᠨ ᠠ ᠠᠴᠠ ᠡᠭᠦᠯᠡ ᠨᠢ ᠭᠠᠷᠣᠯ ᠠ ᠳ᠋ᠠ
ᠪᠠᠰᠠ ᠴᠤ ᠪᠣᠷᠣᠭᠠᠨ ᠣᠷᠣᠬᠣ ᠶᠤᠮ ᠪᠠ ᠬᠥ᠋
ᠪᠣᠳᠣᠯᠭᠠᠨ ᠳᠣᠳᠣᠷ ᠠ ᠳ᠋ᠸᠩ ᠲᠣᠩ ᠲᠠᠢ ᠪᠠᠶᠢᠨ ᠠ ᠳ᠋ᠡ
ᠪᠠᠭᠠᠬᠠᠨ ᠳᠠᠭᠣᠯᠠ ᠠᠴᠠ ᠰᠠᠯᠬᠤ ᠶᠤᠮ ᠪᠠ ᠬᠥ᠋
ᠵᠡᠭᠦᠨ ᠬᠣᠶᠢᠨ ᠠ ᠠᠴᠠ ᠡᠭᠦᠯᠡ ᠨᠢ ᠭᠠᠷᠣᠯ ᠠ ᠳ᠋ᠠ
ᠵᠦᠰᠡᠷ ᠪᠣᠷᠣᠭᠠᠨ ᠣᠷᠣᠬᠣ ᠶᠤᠮ ᠪᠠ ᠬᠥ᠋
ᠵᠢᠷᠦᠬᠡᠨ ᠦ ᠳᠣᠳᠣᠷ ᠠ ᠳ᠋ᠸᠩ ᠲᠣᠩ ᠲᠠᠢ ᠪᠠᠶᠢᠨ ᠡ ᠳ᠋ᠠ
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠴᠠᠭᠠᠨ ᠰᠠᠭᠠᠷᠠᠯ ᠡᠯᠵᠢᠭᠡ ᠴᠢᠨᠢ ᠳ᠋ᠡ ᠴᠠᠭᠠᠰᠢ ᠪᠡᠨ ᠴᠢᠩᠭᠠᠨ ᠠ
ᠴᠠᠭᠠᠬᠠᠨ ᠲᠦᠷᠦᠭᠰᠡᠨ ᠲᠠᠨᠬᠤᠸᠠᠷ ᠠᠩᠭ ᠠ ᠵᠢᠷᠦᠬᠡ ᠶᠢ ᠴᠢᠩᠭᠠᠨ ᠠ
ᠴᠠᠭᠠᠬᠠᠨ ᠲᠦᠷᠦᠭᠰᠡᠨ ᠲᠠᠨᠬᠤᠸᠠᠷ ᠠᠩᠭ ᠠ ᠪᠠᠨ ᠰᠠᠨᠠᠵᠤ ᠯᠠ ᠪᠣᠳᠣᠭᠠᠳ ᠢᠷᠡᠪᠡᠯ ᠳ᠋ᠡ
ᠰᠠᠨᠠᠵᠤ ᠯᠠ ᠪᠠᠶᠢᠨᠤ ᠪᠣᠳᠣᠵᠣ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠪᠣᠷᠣ ᠴᠤ ᠰᠠᠭᠠᠷᠠᠯ ᠡᠯᠵᠢᠭᠡ ᠴᠢᠨᠢ ᠳ᠋ᠡ ᠪᠣᠷᠣᠭᠣᠰᠢᠶᠡᠨ ᠴᠢᠩᠭᠠᠨ ᠠ
ᠪᠣᠯᠣᠮᠠᠷ ᠲᠦᠷᠦᠭᠰᠡᠨ ᠲᠠᠨᠬᠤᠸᠠᠷ ᠠᠩᠭ ᠠ ᠵᠢᠷᠦᠬᠡ ᠶᠢ ᠴᠢᠩᠭᠠᠨ ᠠ
ᠪᠣᠯᠣᠮᠠᠷ ᠲᠦᠷᠦᠭᠰᠡᠨ ᠲᠠᠨᠬᠤᠸᠠᠷ ᠠᠩᠭ ᠠ ᠪᠠᠨ ᠪᠣᠳᠣᠵᠤ ᠰᠠᠨᠠᠭᠠᠳ ᠢᠷᠡᠪᠡᠯ ᠳ᠋ᠡ
ᠪᠣᠰᠴᠣ ᠯᠠ ᠪᠠᠶᠢᠨᠤ ᠰᠠᠭᠣᠵᠤ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠮᠠᠮᠠ ᠶᠢᠨ ᠰᠦᠮ ᠡ ᠳ᠋ᠡᠬᠡᠨ ᠰᠠᠭᠣᠬᠣ ᠦᠬᠡᠢ ᠭᠡᠨ ᠡ ᠶᠣᠣ ᠳ᠋ᠡ ᠯᠠᠮᠠ
ᠮᠠᠨᠢ ᠶᠢᠨ ᠡᠷᠳᠡᠨᠢ ᠨᠣᠮ ᠬᠦᠷᠢᠮ ᠢᠶᠡᠨ ᠣᠩᠰᠢᠬᠤ ᠦᠬᠡᠢ ᠭᠡᠨ ᠡ ᠶᠣᠣ ᠳ᠋ᠡ ᠯᠠᠮᠠ
ᠮᠠᠨᠳᠣᠭᠣᠷ ᠲᠠᠨᠬᠣᠸᠠᠷ ᠲᠠᠢ ᠮᠠᠭᠣᠬᠠᠢ ᠶᠠᠪᠣᠳᠠᠯ ᠪᠠᠶᠢᠨ ᠡ ᠭᠡᠨ ᠡ ᠶᠣᠣ ︖
ᠮᠢᠬ ᠠ ᠪᠣᠯᠣᠭᠠᠳ ᠠᠷᠠᠰᠣ ᠲᠠᠢ ᠴᠢᠨᠢ ᠬᠡᠯᠡᠯᠴᠡᠶ ᠡ ᠳ᠋ᠦᠩᠭᠡᠷ ᠬᠦᠢ
ᠰᠦᠮ ᠡ ᠪᠣᠯᠣᠭᠠᠳ ᠬᠡᠶᠢᠳ ᠳ᠋ᠡᠭᠡᠨ ᠰᠠᠭᠣᠬᠣ ᠦᠬᠡᠢ ᠭᠡᠨ ᠡ ᠶᠣᠣ ᠳ᠋ᠡ ᠯᠠᠮᠠ
ᠰᠣᠳᠣᠷ ᠨᠣᠮ ᠢᠶᠠᠨ ᠣᠩᠰᠢᠬᠤ ᠦᠬᠡᠢ ᠭᠡᠨ ᠡ ᠶᠣᠣ ᠳ᠋ᠡ ᠯᠠᠮᠠ
ᠰᠠᠶᠢᠬᠠᠨ ᠲᠦᠷᠦᠭᠰᠡᠨ ᠲᠠᠨᠬᠣᠸᠠᠷ ᠲᠠᠢ ᠰᠠᠮᠭᠣᠨ ᠶᠠᠪᠣᠳᠠᠯ ᠪᠠᠶᠢᠨ ᠠ ᠭᠡᠨ ᠡ ᠶᠣᠣ ︖
ᠰᠢᠷᠪᠣᠰᠣ ᠪᠣᠯᠣᠭᠠᠳ ᠮᠢᠬ ᠠ ᠲᠠᠢ ᠴᠢᠨᠢ ᠬᠡᠯᠡᠯᠴᠡᠶ ᠡ ᠳ᠋ᠦᠩᠭᠡᠷ ᠬᠦᠢ
ᠠᠩᠭ ᠠ ᠪᠠᠭ ᠠ ᠸᠠᠨ ᠯᠢ ᠭᠡᠳᠡᠭ ᠴᠢᠨᠢ ᠠᠮᠣᠷ ᠦᠬᠡᠢ ᠰᠦᠨᠡᠰᠦ ᠬᠦᠢ
ᠠᠭᠠᠷ ᠲᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ ᠡ ᠬᠦᠢ
ᠠᠩᠭ ᠠ ᠪᠠᠭ ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠠᠭᠣᠢ ᠰᠦᠮ ᠡ ᠶᠢᠨ ᠨᠠᠶᠠᠨ ᠨᠢᠭᠡᠨ ᠰᠢᠳᠦᠬᠡᠨ ᠦ ᠨᠢᠭᠡ ᠭᠡᠨ ᠡ ᠬᠦᠢ
ᠦᠬᠢᠨ ᠪᠠᠭ ᠠ ᠸᠠᠨ ᠯᠢ ᠭᠡᠳᠡᠭ ᠴᠢᠨᠢ ᠢᠷᠠᠭᠣ ᠦᠬᠡᠢ ᠰᠦᠨᠡᠰᠦ ᠬᠦᠢ
ᠡᠴᠢᠭᠡ ᠳᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ ᠡ ᠬᠦᠢ
ᠦᠬᠢᠨ ᠪᠠᠭ ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠦᠨᠳᠦᠷ ᠰᠦᠮ ᠡ ᠶᠢᠨ ᠨᠠᠶᠠᠨ ᠨᠢᠭᠡᠨ ᠰᠢᠳᠣᠭᠡᠨ ᠤ ᠨᠢᠭᠡ ᠨᠢ ᠭᠡᠨ ᠡ ᠬᠦᠢ
补充纠错