English | 简体中文 | 繁體中文
查询

ᠮᠥᠩᠬᠡ ᠰᠣᠶᠤᠯ ᠤ᠋ᠨ ᠥᠯᠦᠭᠡᠢ歌词

作词 : ᠰ᠂ ᠤᠳᠬᠤᠨ
作曲 : ᠰᠢᠨᠡᠪᠠᠶᠠᠷ
ᠮᠥᠩᠬᠡ ᠰᠣᠶᠤᠯ ᠤ᠋ᠨ ᠥᠯᠦᠭᠡᠢ
ᠳᠥᠷᠪᠡᠳ ᠬᠣᠰᠢᠭᠤᠨ ᠪ ᠬᠣᠩᠭᠤᠷ ᠮᠣᠩᠭᠤᠯ ᠰᠤᠷᠭᠠᠭᠤᠯᠢ ᠶ᠋ᠢᠨ ᠳᠠᠭᠤᠤ
ᠳᠠᠭᠤᠴᠢᠨ : ᠰᠦᠮᠪᠦᠷ᠂ ᠲᠤᠨᠤᠯᠵᠠᠨ ᠠ᠂ ᠲᠦᠮᠡᠨᠴᠡᠴᠡᠭ᠂ ᠨᠠᠰᠤᠨᠵᠢᠷᠭᠠᠯ
ᠲᠡᠭᠷᠢ ᠳ᠋ᠦ ᠮᠠᠨᠳᠤᠬᠤ ᠨᠠᠷᠠᠨ ᠭᠡᠷᠡᠯ ᠢ᠋ᠶ᠋ᠡᠨ ᠨᠢᠭᠤᠭ ᠠ ᠦᠭᠡᠢ
ᠳᠡᠭᠡᠪᠦᠷᠢ ᠴᠤᠭᠤᠷᠬᠠᠢ ᠪᠠᠭᠤᠷᠢ ᠡᠴᠡ ᠢᠯᠴᠢ ᠪᠠᠨ ᠲᠠᠲᠠᠭ ᠠ ᠦᠭᠡᠢ
ᠳᠡᠯᠭᠡᠷ ᠮᠣᠩᠭᠤᠯ ᠤ᠋ᠨ ᠮᠢᠨᠢ ᠭᠣᠯᠤᠮᠲᠠ ᠤᠨᠲᠠᠷᠠᠬᠤ ᠶᠣᠰᠤ ᠦᠭᠡᠢ
ᠳᠡᠯᠡᠬᠡᠢ ᠶ᠋ᠢᠨ ᠥᠷᠦᠴᠡᠨ ᠳᠡᠭᠡᠷ ᠡ ᠲᠤᠯᠭ ᠠ ᠮᠢᠨᠢ ᠪᠠᠳᠠᠷᠠᠨ ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ ᠡ
ᠬᠡᠤᠬᠡᠳ ᠦᠯᠦᠭᠡᠢᠢᠳᠡᠭᠰᠡᠨ ᠡᠵᠢ ᠨᠤᠭᠦᠳ ᠦᠯᠢᠭᠡᠷ ᠢ᠋ᠶ᠋ᠡᠨ ᠮᠠᠷᠲᠠᠭ ᠠ ᠦᠭᠡᠢ
ᠬᠦᠢᠲᠡᠨ ᠰᠢᠮᠠᠷᠭ ᠠ ᠲᠠᠢ ᠰᠥᠨᠢ ᠪᠠᠷ ᠴᠦ ᠭᠠᠯ ᠢ᠋ᠶ᠋ᠡᠨ ᠲᠠᠷᠤᠭ ᠠ ᠦᠭᠡᠢ
ᠬᠥᠬᠡ ᠮᠣᠩᠭᠤᠯ ᠤ᠋ᠨ ᠮᠢᠨᠢ ᠰᠣᠶᠤᠯ ᠪᠥᠬᠦᠬᠦ ᠶᠣᠰᠤ ᠦᠭᠡᠢ
ᠬᠥᠮᠦᠨ ᠵᠠᠶᠠᠭᠠᠲᠦ ᠣᠷᠴᠢᠯᠠᠩ ᠳ᠋ᠦ ᠨᠡᠷ ᠡ ᠪᠠᠨ ᠲᠠᠭᠤᠳᠠᠭᠤᠯᠤᠨ ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ ᠡ
ᠪᠤᠭᠤᠷᠤᠯ ᠰᠠᠭᠤᠭᠰᠠᠨ ᠪᠠᠭᠰᠢ ᠶ᠋ᠢᠨ ᠬᠠᠢᠢᠷ ᠠ ᠨᠢ ᠨᠢᠮᠭᠡᠷᠡᠭᠡ ᠦᠭᠡᠢ
ᠪᠤᠶᠠᠨ ᠢ᠋ᠶ᠋ᠡᠨ ᠡᠷᠭᠦᠭᠰᠡᠨ ᠲᠦᠮᠡᠨ ᠪ ᠬᠦᠰᠡᠯ ᠢ᠋ ᠨᠢ ᠣᠷᠬᠢᠭ ᠠ ᠦᠭᠡᠢ
ᠪᠠᠷᠳᠠᠮ ᠮᠣᠩᠭᠤᠯ ᠤ᠋ᠨ ᠥᠪ ᠳᠤᠮᠳᠠᠷᠠᠬᠤ ᠶᠣᠰᠤ ᠦᠭᠡᠢ
ᠪᠢᠯᠢᠭᠦᠨ ᠨᠣᠮᠴᠢ ᠬᠥᠪᠡᠭᠦᠳ ᠨᠤᠲᠤᠭ ᠢ᠋ᠶ᠋ᠡᠨ ᠮᠠᠨᠳᠤᠭᠤᠯᠤᠨ ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ ᠡ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ ᠡ
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ ᠡ
补充纠错
上一曲歌名: 纯洁荒凉的地方歌词
下一曲歌名: Okage the Shadow King歌词