男人歌词
作词 : 毛依罕
作曲 : 好来宝
ᠬᠣᠯᠪᠣᠨ ᠡᠯᠭᠦᠨ ᠬᠡᠯᠡᠬᠦ ᠦᠭᠡᠢ ᠪᠣᠯ
ᠬᠣᠯᠪᠣᠭ ᠠ ᠶᠠᠭᠠᠬᠢᠵᠤ ᠡᠭᠦᠰᠤᠨ ᠠ ᠳ᠋ᠡ
ᠡᠯᠭᠦᠨ ᠬᠢᠯᠭᠡᠨ ᠬᠡᠯᠡᠬᠦ ᠦᠭᠡᠢ ᠪᠣᠯ
ᠦᠯᠢᠭᠡᠷ ᠶᠠᠭᠠᠬᠢᠵᠤ ᠡᠭᠦᠰᠤᠨ ᠠ ᠳ᠋ᠠ
ᠪᠤᠵᠠᠷ ᠦᠨᠦᠷ ᠳᠠᠷᠤᠬᠤ ᠦᠭᠡᠢ ᠪᠣᠯ
ᠰᠠᠩ ᠰᠠᠢᠨ ᠨᠢ ᠭᠠᠷᠬᠤ ᠦᠭᠡᠢ ᠶᠤᠮ
ᠦᠮᠡᠬᠡᠢ ᠦᠨᠦᠷ ᠢ ᠳᠠᠷᠤᠬᠤ ᠦᠭᠡᠢ ᠪᠣᠯ
ᠤᠳᠤᠯᠭ ᠠ ᠰᠠᠢᠨ ᠨᠢ ᠭᠠᠷᠬᠤ ᠦᠭᠡᠢ
ᠪᠤᠷᠤᠩᠬᠤᠢ ᠢᠨ ᠰᠦᠷ ᠦᠭᠡᠢ ᠪᠣᠯ
ᠨᠣᠶᠠᠨ ᠰᠠᠢᠨ ᠨᠢ ᠭᠠᠷᠬᠤ ᠦᠭᠡᠢ ᠶᠤᠮ
ᠪᠠᠯᠠᠮᠠᠳ ᠬᠦᠴᠦ ᠳᠠᠷᠤᠬᠤ ᠦᠭᠡᠢ ᠪᠣᠯ
ᠪᠠᠭᠠᠲᠤᠷ ᠰᠠᠢᠨ ᠨᠢ ᠭᠠᠷᠬᠤ ᠶᠤᠮ
ᠡᠵᠡᠷᠬᠡᠭ ᠰᠦᠷ ᠳᠠᠷᠤᠬᠤ ᠦᠭᠡᠢ ᠪᠣᠯ
ᠡᠷ ᠡ ᠰᠠᠢᠨ ᠨᠢ ᠭᠠᠷᠬᠤ ᠦᠭᠡᠢ ᠶᠤᠮ
ᠦᠯᠡᠨ ᠵᠢᠳᠡᠭᠦᠷ ᠢ ᠲᠠᠷᠠᠬᠤ ᠦᠭᠡᠢ ᠪᠣᠯ
ᠤᠪᠠᠳᠢᠰ ᠰᠠᠢᠨ ᠨᠢ ᠭᠠᠷᠬᠤ ᠦᠭᠡᠢ ᠶᠤᠮ
ᠠᠵᠢᠨᠢ ᠬᠥᠯᠥᠭ ᠮᠣᠷᠢ ᠴᠢᠨᠢ
ᠠᠳᠤᠭᠤ ᠪᠣᠯᠭᠣᠨ ᠪᠠᠢᠨᠤ ᠳ᠋ᠠ
ᠠᠰᠪᠤᠷ ᠵᠠᠩ ᠡᠷ ᠡ ᠬᠥᠮᠥᠨ ᠴᠢᠨᠢ
ᠠᠢᠯ ᠪᠣᠯᠭᠣᠨ ᠪᠠᠢᠨᠤ ᠳ᠋ᠠ
ᠰᠦᠯᠳᠡ ᠰᠢᠷᠭ ᠠ ᠮᠣᠷᠢ ᠴᠢᠨᠢ
ᠰᠦᠷᠦᠭ ᠪᠣᠯᠭᠣᠨ ᠳ᠋ᠦ ᠪᠠᠢᠨᠤ ᠳ᠋ᠠ
ᠰᠦᠰᠤ ᠵᠣᠷᠢᠭ ᠲᠢ ᠡᠷ ᠡ ᠬᠥᠮᠥᠨ ᠴᠢᠨᠢ
ᠴᠤᠭᠯᠠᠭᠰᠠᠨ ᠪᠤᠯᠤᠭᠠᠨ ᠪᠠᠢᠨᠤ ᠳ᠋ᠠ
ᠡᠮᠡᠭᠡᠯ ᠣᠯᠥᠩ ᠰᠠᠢᠨ ᠪᠣᠯ
ᠡᠮᠨᠢᠭ ᠮᠣᠷᠢ ᠡᠴᠡ ᠠᠶᠤᠬᠤ ᠦᠭᠡᠢ
ᠡᠷ ᠡ ᠬᠥᠮᠥᠨ ᠵᠣᠷᠢᠭ ᠲᠢ ᠪᠣᠯ
ᠡᠵᠡᠷᠬᠡᠭ ᠭᠠᠢᠬᠠᠯ ᠠᠶᠤᠬᠤ ᠦᠭᠡᠢ
ᠬᠠᠵᠢᠷ ᠢᠨ ᠠᠮᠠᠭᠠᠢ ᠰᠠᠢᠨ ᠪᠣᠯ
ᠬᠠᠳᠤ ᠮᠣᠷᠢ ᠡᠴᠡ ᠠᠶᠤᠬᠤ ᠦᠭᠡᠢ
ᠬᠠᠷ ᠠ ᠵᠣᠷᠢᠭ ᠲᠢ ᠡᠷ ᠠ ᠬᠥᠮᠥᠨ ᠪᠣᠯ
ᠬᠠᠷᠭᠢᠰ ᠲᠠᠷᠯᠠᠯ ᠡᠴᠡ ᠠᠶᠤᠬᠤ ᠦᠭᠡᠢ
ᠬᠠᠵᠢᠷ ᠢᠨ ᠠᠮᠠᠭᠠᠢ ᠰᠠᠢᠨ ᠪᠣᠯ
ᠬᠠᠳᠤ ᠮᠣᠷᠢ ᠡᠴᠡ ᠠᠶᠤᠬᠤ ᠦᠭᠡᠢ
ᠬᠠᠷ ᠠ ᠵᠣᠷᠢᠭ ᠲᠢ ᠡᠷ ᠠ ᠬᠥᠮᠥᠨ ᠪᠣᠯ
ᠬᠠᠷᠭᠢᠰ ᠲᠠᠷᠯᠠᠯ ᠡᠴᠡ ᠠᠶᠤᠬᠤ ᠦᠭᠡᠢ补充纠错